1 2 3 4 5 6 7 8 9 10 11 12 13 14 15 16 17 18 19 20 21 22 23 24 25 26 27 28 29 30 31


ᠵᠦᠢᠷ ᠮᠡᠷᠭᠡᠨ ᠦᠭᠡᠰ ᠠᠷᠪᠠᠨ ᠭᠤᠷᠪᠠ
1 ᠮᠡᠷᠭᠡᠨ ᠬᠥᠪᠡᠭᠦᠨ ᠡᠴᠢᠭᠡ ᠶᠢᠨ ᠢᠶᠠᠨ ᠵᠢᠭᠠᠪᠤᠷᠢ ᠶᠢ ᠴᠢᠩᠨᠠᠳᠠᠭ ᠪᠠᠰᠤᠮᠵᠢᠯᠠᠭᠴᠢ ᠨᠢ ᠵᠢᠮᠡᠯᠡᠯ ᠢ ᠰᠣᠨᠣᠰᠳᠠᠭ ᠦᠭᠡᠢ᠃
2 ᠬᠥᠮᠦᠨ ᠣᠷᠣᠭᠤᠯ ᠤᠨ ᠢᠶᠠᠨ ᠦᠭᠡᠰ ᠢᠶᠡᠷ ᠰᠠᠢᠨ ᠢ ᠠᠮᠰᠠᠨ᠎ᠠ ᠲᠡᠷᠰᠯᠡᠭᠴᠢ ᠶᠢᠨ ᠬᠦᠰᠡᠯ ᠨᠢ ᠬᠠᠷᠭᠢᠰᠯᠠᠯ᠃
3 ᠠᠮᠠ ᠪᠠᠨ ᠬᠠᠷᠠᠭᠤᠯᠳᠠᠭᠴᠢ ᠨᠢ ᠠᠮᠢ ᠪᠠᠨ ᠬᠠᠮᠠᠭᠠᠯᠠᠭᠴᠢ ᠠᠶᠤᠯ ᠭᠠᠮᠰᠢᠭ ᠨᠢ ᠶᠡᠬᠡ ᠦᠭᠡ ᠭᠠᠷᠭᠠᠳᠠᠭ ᠬᠥᠮᠦᠨ ᠦ ᠬᠢ᠃
4 ᠠᠯᠬᠠᠭ ᠬᠥᠮᠦᠨ ᠮᠥᠷᠥᠭᠡᠳᠦᠪᠡᠴᠦ ᠬᠣᠭᠣᠰᠣᠨ ᠠᠵᠢᠯᠰᠠᠭ ᠬᠥᠮᠦᠨ ᠪᠠᠶᠠᠨ ᠴᠠᠳᠬᠤᠯᠠᠩ᠃
5 ᠵᠥᠪᠲᠡᠨ ᠬᠤᠳᠠᠯ ᠦᠭᠡ ᠶᠢ ᠵᠢᠭ᠍ᠰᠢᠨ᠎ᠡ ᠪᠤᠷᠤᠭᠤᠲᠠᠨ ᠵᠢᠭ᠍ᠰᠢᠭᠳᠡᠵᠦ ᠰᠢᠪᠰᠢᠭ ᠪᠣᠯᠣᠨ᠎ᠠ᠃
6 ᠭᠣᠣᠯᠴᠢ ᠶᠣᠰᠣ ᠪᠤᠷᠤᠭᠤ ᠦᠭᠡᠢ ᠵᠠᠮᠨᠠᠭᠴᠢ ᠶᠢ ᠬᠠᠮᠠᠭᠠᠯᠠᠵᠤ ᠬᠣᠷᠣᠨ ᠮᠠᠭᠤ ᠨᠢ ᠨᠢᠭᠦᠯᠲᠡᠨ ᠢ ᠬᠥᠮᠥᠷᠢᠨ᠎ᠡ᠃
7 ᠶᠠᠭᠤ ᠴᠤ ᠦᠭᠡᠢ ᠪᠠᠷ ᠪᠠᠶᠠᠨ ᠰᠢᠭ᠋ ᠨᠢᠭᠡᠨ ᠪᠤᠢ ᠶᠡᠬᠡ ᠬᠥᠷᠥᠩᠭᠡ ᠲᠠᠢ ᠴᠤ ᠶᠠᠳᠠᠭᠤ ᠰᠢᠭ᠋ ᠨᠢᠭᠡᠨ ᠪᠤᠢ᠃
8 ᠡᠳ᠋ ᠪᠠᠶᠠᠯᠢᠭ ᠨᠢ ᠬᠥᠮᠦᠨ ᠦ ᠠᠮᠢ ᠶᠢᠨ ᠪᠠᠷᠢᠴᠠᠭ᠎ᠠ ᠪᠣᠯᠬᠤ ᠨᠢ ᠪᠤᠢ ᠶᠠᠳᠠᠭᠤ ᠬᠥᠮᠦᠨ ᠬᠠᠷᠢᠨ ᠰᠦᠷᠳᠡᠭᠦᠯᠦᠯ ᠢ ᠰᠣᠨᠣᠰᠬᠤ ᠴᠤ ᠬᠡᠷᠡᠭ ᠦᠭᠡᠢ᠃
9 ᠵᠥᠪᠲᠦ ᠶᠢᠨ ᠭᠡᠷᠡᠯ ᠰᠠᠴᠤᠷᠠᠨ᠎ᠠ 16 ᠪᠤᠷᠤᠭᠤᠲᠠᠨ ᠤ ᠳ᠋ᠧᠩ ᠤᠨᠲᠠᠷᠠᠨ᠎ᠠ᠃
10 ᠪᠠᠷᠳᠠᠮᠨᠠᠯ ᠨᠢ ᠮᠠᠷᠭᠤᠭᠠᠨ ᠠᠪᠴᠢᠷᠠᠨ᠎ᠠ ᠵᠥᠪᠯᠡᠯᠭᠡ ᠠᠪᠤᠭᠴᠢ ᠳᠤ ᠮᠡᠷᠭᠡᠨ ᠤᠬᠠᠭᠠᠨ ᠪᠠᠢᠨ᠎ᠠ᠃
11 ᠬᠤᠳᠠᠯ ᠢᠶᠠᠷ ᠣᠯᠣᠭᠰᠠᠨ ᠬᠥᠷᠥᠩᠭᠡ ᠨᠢᠮᠭᠡᠷᠡᠵᠦ ᠭᠠᠷ ᠢᠶᠠᠷ ᠢᠶᠠᠨ ᠣᠯᠣᠭᠰᠠᠨ ᠨᠢ ᠵᠤᠵᠠᠭᠠᠷᠠᠨ᠎ᠠ᠃
12 ᠰᠠᠭᠠᠲᠠᠭᠰᠠᠨ ᠨᠠᠢᠳᠠᠪᠤᠷᠢ ᠰᠡᠳᠬᠢᠯ ᠤᠨ ᠡᠪᠡᠳᠴᠢᠨ ᠪᠡᠶᠡᠯᠡᠭᠳᠡᠭᠰᠡᠨ ᠮᠥᠷᠥᠭᠡᠳᠦᠯ ᠠᠮᠢ ᠶᠢᠨ ᠮᠣᠳᠣ᠃
13 ᠵᠢᠭᠠᠪᠤᠷᠢ ᠶᠢ ᠪᠠᠰᠤᠭᠴᠢ ᠲᠣᠷᠭᠠᠭᠤᠯᠤᠨ᠎ᠠ ᠵᠠᠷᠯᠢᠭ ᠢ ᠬᠦᠨᠳᠦᠯᠡᠭᠴᠢ ᠱᠠᠩᠨᠠᠭᠤᠯᠤᠨ᠎ᠠ᠃
14 ᠮᠡᠷᠭᠡᠨ ᠬᠥᠮᠦᠨ ᠦ ᠰᠤᠷᠭᠠᠯ ᠠᠮᠢ ᠶᠢᠨ ᠤᠨᠳᠤᠷᠤᠭ᠎ᠠ ᠲᠡᠷᠡ ᠨᠢ ᠦᠬᠦᠯ ᠦᠨ ᠲᠣᠣᠷ ᠠᠴᠠ ᠮᠤᠯᠲᠤᠷᠠᠭᠤᠯᠳᠠᠭ
15 ᠰᠠᠷᠠᠭᠤᠯ ᠤᠬᠠᠭᠠᠨ ᠲᠠᠭᠠᠯᠠᠯ ᠢ ᠣᠯᠣᠨ᠎ᠠ᠂ ᠢᠲᠡᠭᠡᠮᠵᠢ ᠦᠭᠡᠢ ᠬᠥᠮᠦᠨ ᠦ ᠵᠠᠮ ᠲᠡᠷᠡ ᠯᠠ ᠶᠠᠩᠵᠤ ᠪᠠᠷ ᠢᠶᠠᠨ᠃
16 ᠬᠡᠷᠰᠡᠦ ᠪᠣᠯᠭᠠᠨ ᠮᠡᠳᠡᠯᠭᠡ ᠪᠡᠷ ᠦᠢᠯᠡᠳᠬᠦ ᠳᠦ ᠮᠤᠯᠭᠤᠤ ᠨᠢ ᠮᠤᠩ᠋ᠬᠠᠭ ᠢᠶᠠᠨ ᠦᠵᠡᠭᠦᠯᠦᠨ᠎ᠡ᠃
17 ᠭᠠᠵᠢᠭᠰᠠᠨ ᠡᠯᠴᠢ ᠭᠠᠢ ᠳᠤ ᠤᠨᠠᠨ᠎ᠠ ᠢᠲᠡᠭᠡᠮᠵᠢᠲᠦ ᠡᠯᠴᠢ ᠡᠳᠡᠭᠡᠷᠡᠯ ᠢ ᠠᠪᠴᠢᠷᠠᠨ᠎ᠠ᠃
18 ᠵᠢᠭᠠᠪᠤᠷᠢ ᠶᠢ ᠦᠯᠦ ᠣᠢᠰᠢᠶᠠᠭᠴᠢ ᠳᠤ ᠶᠠᠳᠠᠭᠤᠷᠠᠯ ᠬᠢᠭᠡᠳ ᠭᠤᠲᠤᠮᠰᠢᠭ ᠵᠢᠮᠡᠯᠡᠯ ᠢ ᠰᠠᠬᠢᠭᠴᠢᠳ ᠲᠤ ᠬᠦᠨᠳᠦᠯᠡᠯ᠃
19 ᠮᠥᠷᠥᠭᠡᠳᠦᠯ ᠪᠡᠶᠡᠯᠡᠬᠦ ᠨᠢ ᠰᠡᠳᠬᠢᠯ ᠳᠤ ᠠᠮᠲᠠ ᠲᠠᠢ ᠮᠠᠭᠤ ᠠᠴᠠ ᠡᠷᠭᠢᠬᠦ ᠨᠢ ᠮᠤᠩ᠋ᠬᠠᠭ ᠲᠤ ᠵᠢᠭ᠍ᠰᠢᠯ ᠲᠠᠢ 17 ᠃
20 ᠮᠡᠷᠭᠡᠨ ᠲᠡᠢ ᠠᠯᠬᠤᠪᠠᠯ ᠮᠡᠷᠭᠡᠨ ᠮᠤᠩ᠋ᠬᠠᠭ ᠲᠠᠢ ᠬᠠᠨᠢᠯᠠᠪᠠᠯ ᠮᠥᠬᠥᠯ᠃
21 ᠨᠢᠭᠦᠯᠲᠡᠨ ᠮᠠᠭᠤ ᠶᠢ ᠳᠠᠭᠠᠭᠤᠯᠤᠨ᠎ᠠ ᠵᠥᠪᠲᠡᠨ ᠰᠠᠢᠨ ᠢᠶᠠᠷ ᠱᠠᠩᠨᠠᠭᠳᠠᠨ᠎ᠠ᠃
22 ᠰᠠᠢᠨ ᠬᠥᠮᠦᠨ ᠥᠪ ᠢᠶᠡᠨ ᠠᠴᠢ ᠵᠢᠴᠢ ᠳᠡᠭᠡᠨ ᠦᠯᠡᠳᠡᠭᠡᠨ᠎ᠡ ᠨᠢᠭᠦᠯᠲᠡᠨ ᠦ ᠨᠥᠭᠡᠭᠡᠭᠰᠡᠨ ᠪᠠᠶᠠᠯᠢᠭ ᠵᠥᠪᠲᠦ ᠶᠢᠨ ᠲᠥᠯᠥᠭᠡ ᠬᠠᠳᠠᠭᠠᠯᠠᠭᠳᠠᠨ᠎ᠠ᠃
23 ᠶᠠᠳᠠᠭᠤᠰ ᠤᠨ ᠲᠠᠯᠠᠪᠠᠢ ᠳᠤ ᠬᠦᠨᠡᠰᠦ ᠡᠯᠪᠡᠭ ᠴᠤ ᠰᠢᠳᠤᠷᠭᠤ ᠪᠤᠰᠤ ᠳᠤ ᠲᠡᠭᠦᠨ ᠢ ᠪᠠᠨ ᠪᠤᠯᠢᠶᠠᠭᠳᠠᠵᠤ ᠪᠠᠢᠳᠠᠭ᠃
24 ᠰᠢᠯᠪᠢᠭᠦᠷ ᠢᠶᠡᠨ ᠬᠤᠷᠢᠶᠠᠭᠴᠢ ᠨᠢ ᠬᠡᠦᠬᠡᠳ ᠢᠶᠡᠨ ᠦᠵᠡᠨ ᠶᠠᠳᠠᠭᠴᠢ ᠰᠢᠮᠳᠠᠵᠤ ᠰᠠᠬᠢᠯᠭᠠᠵᠢᠭᠤᠯᠤᠭᠴᠢ ᠨᠢ ᠲᠡᠭᠦᠨ ᠢ ᠬᠠᠢᠷᠠᠯᠠᠭᠴᠢ᠃
25 ᠵᠥᠪᠲᠡᠨ ᠬᠠᠨᠲᠠᠯ᠎ᠠ ᠪᠠᠨ ᠢᠳᠡᠳᠡᠭ ᠪᠣᠯ ᠪᠤᠷᠤᠭᠤᠲᠠᠨ ᠤ ᠬᠣᠳᠣᠭᠣᠳᠣ ᠬᠣᠭᠣᠰᠣᠨ᠃